ᠮᠣᠳᠤᠨ ᠪᠠᠷ ᠤ᠋ᠨ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠪᠣᠯᠵᠤ ᠪᠠᠶᠢᠨ᠎ᠠ ᠒᠐᠒᠖-᠑᠐-᠐᠖

︽ᠮᠣᠳᠤᠨ ᠪᠠᠷ ᠤ᠋ᠨ ᠪᠠᠷᠢᠮᠲᠠᠲᠤ ᠥᠪ: ᠪᠦᠷᠢᠳᢈᠡᠯ᠂ ᠬᠠᠳᠠᠭᠠᠯᠠᠯᠲᠠ ᠬᠠᠮᠠᠭᠠᠯᠠᠯᠲᠠ ᠪᠠ ᢈᠦᠷᠲᠡᢉᠡᠮᠵᠢ︽ ᠰᠡᠳᠦᠪᠲᠦ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠒᠐᠒᠖ ᠣᠨ ᠤ᠋ ᠑᠐ ᠳ᠋ᠤᠭᠠᠷ ᠰᠠᠷ᠎ᠠ ᠶ᠋ᠢᠨ ᠐᠖᠆ᠠ᠋ᠴᠠ ᠐᠗᠆ᠤ᠋ ᠡᠳᠦᠷ ᠦ᠋ᠳ ᠲᠦ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠰᠢᠨ᠎ᠡ ᠪᠠᠶᠢᠷᠢ᠆ᠰᠠᠯᠪᠤᠷᠢ ᠨᠣᠮ ᠤ᠋ᠨ ᠰᠠᠩ ᠳ᠋ᠤ ᠪᠣᠯᠵᠤ ᠪᠠᠶᠢᠨ᠎ᠠ᠃ ᠬᠤᠷᠠᠯ ᠢ᠋ ᠨᠡᢉᠡᢉᠡᠨ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠵᠠᢈᠢᠷᠤᠯ ᠪ‍᠂ᠶᠢᠳᠴᠢᠨᠬᠣᠷᠯᠣ ᠦᢉᠡ ᢈᠡᠯᠡᠵᠦ᠂ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤ᠋ᠨ ᠰᠠᠶᠢᠳ ᠤ᠋ᠨ ᠠᠬᠠᠯᠠᠬᠤ ᠵᠥᠪᠯᠡᢈᠦ ᠰᠠ‍᠂ᠰᠠᠶᠢᠨᠪᠠᠶᠠᠷ ᠰᠠᠶᠢᠳ ᠤ᠋ᠨ ᠮᠡᠨᠳᠦᠴᠢᠯᠡᢉᠡ ᠶ᠋ᠢ ᠬᠤᠷᠠᠯ ᠳ᠋ᠤ ᠣᠷᠤᠯᠴᠠᠭᠴᠢᠳ ᠲᠤ ᠤᠩᠰᠢᠵᠤ ᠰᠣᠨᠤᠷᠳᠠᠭᠤᠯᠪᠠ᠃ ᠮᠥᠨ ᠬᠤᠷᠠᠯ ᠤ᠋ᠨ ᠬᠠᠮᠲᠤᠷᠠᠨ ᠵᠣᢈᠢᠶᠠᠨ ᠪᠠᠶᠢᠭᠤᠯᠤᠭᠴᠢ ᠰᠣᠯᠣᠩᠭᠣᠰ ᠰᠤᠳᠤᠯᠤᠯ ᠤ᠋ᠨ ᢈᠦᠷᠢ...

ᠳᠡᠯᢉᠡᠷᠡᠩᢉᠦᠢ ↓
ᠲᠡᠷᠪᠤᠮ ᠮᠣᠳᠤ ᠲᠠᠷᠢᠬᠤ ᠦᠨᠳᠦᠰᠦᠨ ᠦ᠋ ᢈᠥᠳᠡᠯᢉᠡᢉᠡᠨ ᠳ᠋ᠦ ᠦᠨᠳᠦᠰᠦᠨ ᠦ᠋ ᠨᠣᠮ ᠤ᠋ᠨ ᠰᠠᠩ ᠨᠢᢉᠡᠳᠦᠯ᠎ᠡ ᠒᠐᠒᠖-᠑᠐-᠐᠔

ᠮᠣᠩᠭᠣᠯ ᠤᠯᠤᠰ ᠤ᠋ᠨ ᠶᠡᠷᠦᠩᢈᠡᠶᠢᠯᠡᢉᠴᠢ ᠶ᠋ᠢᠨ ᠰᠠᠨᠠᠭᠠᠴᠢᠯᠭ᠎ᠠ ᠪᠠᠷ ᢈᠡᠷᠡᢉᠵᠢᢉᠦᠯᠵᠦ ᠪᠤᠢ “ᠲᠡᠷᠪᠤᠮ ᠮᠣᠳᠤ ᠲᠠᠷᠢᠬᠤ ᠦᠨᠳᠦᠰᠦᠨ ᠦ᠋ ᢈᠥᠳᠡᠯᢉᠡᢉᠡᠨ”᠆ᠳ᠋ᠦ ᠦᠨᠳᠦᠰᠦᠨ ᠦ᠋ ᠨᠣᠮ ᠤ᠋ᠨ ᠰᠠᠩ ᠤ᠋ᠨ ᠬᠠᠮᠲᠤ ᠣᠯᠠᠨ ᠨᠢᢉᠡᠳᠴᠦ ᠨᠡᠶᠢᠰᠯᠡᠯ ᠦ᠋ᠨ ᠴᠢᠩᢉᠡᠯᠲᠡᠢ ᠳᠡᢉᠦᠷᢉᠡ ᠶ᠋ᠢᠨ ᠨᠤᠲᠤᠭ ᠲᠤ ᠣᠷᠤᠰᠢᠬᠤ ᠬᠣᠶᠢᠮᠤᠷ ᠬᠠᠶᠢᠷᠬᠠᠨ ᠤ᠋ ᠡᠩᢉᠡᠷ ᠲᠦ ᠒᠓᠕ ᠰᠢᠷᢈᠡᢉ ᠬᠠᠶᠢᠯᠠᠰᠤ ᠮᠣᠳᠤ ᠲᠠᠷᠢᠯ᠎ᠠ᠃ ᠮᠣᠳᠤ ᠪᠦᢈᠦᠨ ᠤᠷᠭᠤᠬᠤ ᠪᠣᠯᠲᠤᠭᠠᠢ᠃

ᠳᠡᠯᢉᠡᠷᠡᠩᢉᠦᠢ ↓
ᠴᠠᠭᠠᠰᠤᠨ ᠪᠠᠷᠢᠮᠲᠠᠲᠤ ᠥᠪ ᠦ᠋ᠨ ᠬᠠᠮᠲᠤᠷᠠᠭᠰᠠᠨ ᠰᠡᠷᢉᠦᢉᠡᠨ ᠵᠠᠰᠠᠪᠤᠷᠢᠯᠠᠯᠲᠠ ᢈᠢᠯ᠎ᠡ ᠒᠐᠒᠖-᠑᠐-᠐᠓

ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠪᠠᠷᠢᠮᠲᠠᠲᠤ ᠥᠪ ᠦ᠋ᠨ ᠮᠡᠳᠡᢉᠡᠯᠡᠯ᠂ᠰᠤᠳᠤᠯᠭᠠᠨ ᠤ᠋ ᢈᠡᠯᠲᠡᠰ ᠨᠢ ᠶᠠᠫᠣᠨ᠋᠂ ᠠᠮᠧᠷᠢᠻᠠ᠂ ᠠᠦ᠋ᠰᠲ᠋ᠷᠢ ᠤᠯᠤᠰ ᠤ᠋ᠨ ᠮᠡᠷᢉᠡᠵᠢᠯ ᠦ᠋ᠨ ᠰᠡᠷᢉᠦᢉᠡᠨ ᠵᠠᠰᠠᠪᠤᠷᠢᠯᠠᠭᠴᠢᠳ ᠪᠣᠯᠤᠨ ᠰᠣᠶᠤᠯ ᠤ᠋ᠨ ᠥᠪ ᠦ᠋ᠨ ᠬᠠᠳᠠᠭᠠᠯᠠᠯᠲᠠ᠂ᠬᠠᠮᠠᠭᠠᠯᠠᠯᠲᠠ ᠶ᠋ᠢᠨ ᠴᠢᢉᠯᠡᠯ ᠢ᠋ᠶᠡᠷ ᠠᠵᠢᠯᠯᠠᠳᠠᠭ ᢈᠢᠮᠢᠴᠢ ᠮᠡᠷᢉᠡᠵᠢᠯᠲᠡᠨ ᠨᠦ᠋ᢉᠦᠳ ᠲᠡᠢ ᠬᠠᠮᠲᠤᠷᠠᠨ ᠴᠠᠭᠠᠰᠤᠨ ᠪᠠᠷᠢᠮᠲᠠᠲᠤ ᠥᠪ ᠦ᠋ᠨ ᠰᠡᠷᢉᠦᢉᠡᠨ ᠵᠠᠰᠠᠪᠤᠷᠢᠯᠠᠯᠲᠠ᠂ ᠰᠤᠳᠤᠯᠭ᠎ᠠ᠂ ᠰᠢᠨᠵᠢᠯᠡᢉᠡᠨ ᠦ᠋ ᠠᠵᠢᠯ ᠢ᠋ ᢈᠡᠷᠡᢉᠵᠢᢉᠦᠯᠵᠦ ᠪᠠᠶᠢᠨ᠎ᠠ᠃ ᠶᠠᠫᠣᠨ᠋ ᠤᠯᠤᠰ ᠤ᠋ᠨ ᠻᠢᠣᠲ᠋ᠣ᠋ ᠶ᠋ᠢᠨ ᠤᠷᠠᠯᠢᠭ᠂ ᠳ᠋ᠢᠽᠠᠶᠢᠨ᠋ ᠤ᠋ ᠶᠡᢈᠡ ᠰᠤᠷᠭᠠᠭᠤᠯᠢ ᠶ᠋ᠢᠨ ᠫᠷᠣᠹᠧᠰᠰᠣᠷ᠂ᠰᠣᠶᠤᠯ ᠤ᠋ᠨ ᠥᠪ ᠦ᠋ᠨ ᠰᠡᠷᢉᠦᢉᠡᠨ ᠵᠠᠰᠠᠪᠤᠷᠢᠯᠠᠭᠴᠢ᠂ ᠳ᠋ᠣᠻᠲ᠋ᠣᠷ ᠣᠪᠠᠶᠢᠰᠢ ᠻᠧᠨ᠋ᠲ᠋ᠠᠷᠣ᠋᠂ᠳ᠋ᠣᠻᠲ᠋ᠣᠷ ᠳ‍᠂ᠣᠳᠬᠠᠨ ᠨᠠᠷ ᠰᠡᢉᠦᠯ ᠦ᠋ᠨ ᠭᠤᠷᠪᠠᠨ ᠵᠢᠯ ᠦ᠋ᠨ ᠬᠤᠭᠤᠴᠠᠭᠠᠨ ᠳ᠋ᠤ ᠮᠣᠩᠭᠣᠯ ᠤᠯ...

ᠳᠡᠯᢉᠡᠷᠡᠩᢉᠦᠢ ↓
ᠢᠷᠡᢈᠦ ᠳᠣᠯᠤᠭ᠎ᠠ ᠬᠣᠨᠤᠭ ᠲᠤ ᠮᠣᠳᠤᠨ ᠪᠠᠷ ᠤ᠋ᠨ ᠰᠡᠳᠦᠪ ᠢ᠋ᠶᠡᠷ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠪᠣᠯᠤᠨ᠎ᠠ ᠒᠐᠒᠖-᠑᠐-᠐᠓

︽ᠮᠣᠳᠤᠨ ᠪᠠᠷ ᠤ᠋ᠨ ᠪᠠᠷᠢᠮᠲᠠᠲᠤ ᠥᠪ: ᠪᠦᠷᠢᠳᢈᠡᠯ᠂ ᠬᠠᠳᠠᠭᠠᠯᠠᠯᠲᠠ ᠬᠠᠮᠠᠭᠠᠯᠠᠯᠲᠠ ᠪᠠ ᢈᠦᠷᠲᠡᢉᠡᠮᠵᠢ︽ ᠰᠡᠳᠦᠪᠲᠦ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠒᠐᠒᠖᠂᠑᠐᠂᠐᠖᠆᠐᠗᠆ᠤ᠋ ᠡᠳᠦᠷ ᠦ᠋ᠳ ᠲᠦ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠰᠠᠯᠪᠤᠷᠢ ᠨᠣᠮ ᠤ᠋ᠨ ᠰᠠᠩ /ᠰᠢᠨ᠎ᠡ ᠪᠠᠶᠢᠷᠢ/᠆ᠳ᠋ᠦ ᠪᠣᠯᠤᠨ᠎ᠠ᠃ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠢ᠋ ᠮᠣᠩᠭᠣᠯ ᠤᠯᠤᠰ ᠤ᠋ᠨ ᠰᠣᠶᠤᠯ᠂ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤ᠋ᠨ ᠶᠠᠮᠤ (Ministry of Culture, Sports, Tourism and Youth of Mongolia, MCSTYM),᠄ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ (National Library of Mongolia, NLM),ᠪᠦ‍᠂ᠨᠠ‍᠂ᠰᠤ‍᠆ᠤ᠋ᠨ ᠰᠣᠯᠣᠩᠭᠣᠰ ᠰᠤᠳᠤᠯᠤᠯ ᠤ᠋ᠨ ᢈᠦᠷᠢᠶᠡᠯᠡᠩ (한국국학진흥원, Korean Studies Institute, KSI),ᠮᠣᠳ...

ᠳᠡᠯᢉᠡᠷᠡᠩᢉᠦᠢ ↓