
︽ᠮᠣᠳᠤᠨ ᠪᠠᠷ ᠤ᠋ᠨ ᠪᠠᠷᠢᠮᠲᠠᠲᠤ ᠥᠪ: ᠪᠦᠷᠢᠳᢈᠡᠯ᠂ ᠬᠠᠳᠠᠭᠠᠯᠠᠯᠲᠠ ᠬᠠᠮᠠᠭᠠᠯᠠᠯᠲᠠ ᠪᠠ ᢈᠦᠷᠲᠡᢉᠡᠮᠵᠢ︽ ᠰᠡᠳᠦᠪᠲᠦ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠒᠐᠒᠖᠂᠑᠐᠂᠐᠖᠆᠐᠗᠆ᠤ᠋ ᠡᠳᠦᠷ ᠦ᠋ᠳ ᠲᠦ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠰᠠᠯᠪᠤᠷᠢ ᠨᠣᠮ ᠤ᠋ᠨ ᠰᠠᠩ /ᠰᠢᠨᠡ ᠪᠠᠶᠢᠷᠢ/᠆ᠳ᠋ᠦ ᠪᠣᠯᠤᠨᠠ᠃ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠢ᠋ ᠮᠣᠩᠭᠣᠯ ᠤᠯᠤᠰ ᠤ᠋ᠨ ᠰᠣᠶᠤᠯ᠂ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤ᠋ᠨ ᠶᠠᠮᠤ (Ministry of Culture, Sports, Tourism and Youth of Mongolia, MCSTYM),᠄
ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ (National Library of Mongolia, NLM),ᠪᠦ᠂ᠨᠠ᠂ᠰᠤ᠆ᠤ᠋ᠨ ᠰᠣᠯᠣᠩᠭᠣᠰ ᠰᠤᠳᠤᠯᠤᠯ ᠤ᠋ᠨ ᢈᠦᠷᠢᠶᠡᠯᠡᠩ (한국국학진흥원, Korean Studies Institute, KSI),ᠮᠣᠳᠤᠨ ᠪᠠᠷ ᠤ᠋ᠨ ᢈᠡᠪᠯᠡᠯ ᠦ᠋ᠨ ᠣᠯᠠᠨ ᠤᠯᠤᠰ ᠤ᠋ᠨ ᠬᠣᠯᠪᠤᠭᠠ (IAPW) ᠬᠠᠮᠲᠤᠷᠠᠨ ᠵᠣᢈᠢᠶᠠᠨ ᠪᠠᠶᠢᠭᠤᠯᠵᠤ ᠪᠠᠶᠢᠨᠠ᠃ ︽ᠮᠣᠳᠤᠨ ᠪᠠᠷ ᠤ᠋ᠨ ᠪᠠᠷᠢᠮᠲᠠᠲᠤ ᠥᠪ: ᠪᠦᠷᠢᠳᢈᠡᠯ᠂ ᠬᠠᠳᠠᠭᠠᠯᠠᠯᠲᠠ ᠬᠠᠮᠠᠭᠠᠯᠠᠯᠲᠠ ᠪᠠ ᢈᠦᠷᠲᠡᢉᠡᠮᠵᠢ︽ ᠰᠡᠳᠦᠪᠲᠦ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠳ᠋ᠤ ᠮᠣᠩᠭᠣᠯ᠂ᠰᠣᠯᠣᠩᠭᠣᠰ᠂ ᠶᠠᠫᠣᠨ᠋᠂ ᢉᠧᠷᠮᠠᠨ᠋᠂ ᠸᠢᠧᠲ᠋ᠨᠠᠮ ᢉᠡᠰᠡᠨ ᠮᠣᠳᠤᠨ ᠪᠠᠷ ᠤ᠋ᠨ ᠤᠯᠠᠮᠵᠢᠯᠠᠯ ᠲᠠᠢ ᠲᠠᠪᠤᠨ ᠣᠷᠤᠨ ᠤ᠋ ᠲᠥᠯᠦᢉᠡᠯᠡᠯ᠂ ᠡᠷᠳᠡᠮᠲᠡᠨ ᠰᠤᠳᠤᠯᠤᠭᠠᠴᠢᠳ ᠢᠯᠡᠳᢈᠡᠯ ᢈᠡᠯᠡᠯᠴᠡᢉᠦᠯᢈᠦ ᠶᠤᠮ᠃ ᠲᠤᠰ ᠡᠷᠳᠡᠮ ᠰᠢᠨᠵᠢᠯᠡᢉᠡᠨ ᠦ᠋ ᠬᠤᠷᠠᠯ ᠢ᠋ᠶᠠᠷ ᠣᠯᠠᠨ ᠤᠯᠤᠰ ᠠ᠋ᠴᠠ ᠡᠷᠳᠡᠮᠲᠡᠨ ᠰᠤᠳᠤᠯᠤᠭᠠᠴᠢᠳ᠂ᠻᠦᠷᠠᠲ᠋ᠣᠷ᠂ ᠨᠣᠮ ᠤ᠋ᠨ ᠰᠠᠩ ᠪᠣᠯᠤᠨ ᠰᠣᠶᠤᠯ ᠤ᠋ᠨ ᠥᠪ ᠦ᠋ᠨ ᠮᠡᠷᢉᠡᠵᠢᠯᠲᠡᠨ ᠨᠦ᠋ᢉᠦᠳ ᠨᠢᢉᠡᠨ ᠳᠣᠣᠷᠠ ᠴᠢᠭᠤᠯᠵᠤ᠂ᠮᠣᠳᠤᠨ ᠪᠠᠷ ᢈᠡᠪ ᠦ᠋ᠨ ᠪᠠᠷᠢᠮᠲᠠᠲᠤ ᠥᠪ ᠢ᠋ ᠬᠠᠳᠠᠭᠠᠯᠠᠵᠤ ᠬᠠᠮᠠᠭᠠᠯᠠᠬᠤ ᠰᠢᠯᠢᠳᠡᢉ ᠰᠠᠶᠢᠨ ᠲᠤᠷᠰᠢᠯᠭᠠ᠂ᠰᠢᠨᠡ ᠲᠤᠲᠤᠮ ᠭᠠᠷᠴᠤ ᠢᠷᠡᠵᠦ ᠪᠤᠢ ᠣᠷᠴᠢᠨ ᠦᠶᠡ ᠶ᠋ᠢᠨ ᠲᠧᢈᠨᠣᠯᠣᢉᠢ᠂ ᠠᠷᠭᠠ ᠵᠦᠢ ᠪᠣᠯᠤᠨ ᠬᠠᠮᠲᠤ ᠶ᠋ᠢᠨ ᠠᠵᠢᠯᠯᠠᠭᠠᠨ ᠤ᠋ ᠨᠢᢉᠡᠳᠦᢉᠰᠡᠨ ᠰᠲ᠋ᠷᠠᠲ᠋ᠧᢉᠢ ᠶ᠋ᠢᠨ ᠲᠠᠯᠠᠭᠠᠷᢈᠢ ᠰᠠᠯᠪᠤᠷᠢ ᠬᠣᠭᠤᠷᠤᠨᠳᠤ ᠶ᠋ᠢᠨ ᢈᠡᠯᠡᠯᠴᠡᢉᠦᠯᢉᠡ ᢈᠢᢈᠦ ᠪᠣᠯᠤᠮᠵᠢ ᠶ᠋ᠢ ᠣᠯᠭᠤᠬᠤ ᠠᠭᠠᠳ ᠭᠠᠷ ᠪᠢᠴᠢᠮᠡᠯ ᠪᠣᠯᠤᠨ ᠮᠣᠳᠤᠨ ᠪᠠᠷ ᠤ᠋ᠨ ᢈᠡᠪᠯᠡᠮᠡᠯ ᠨᠣᠮ ᠰᠤᠳᠤᠷ ᠤ᠋ᠨ ᠥᠪ ᠦ᠋ᠨ ᠰᠤᠳᠤᠯᠭᠠᠨ ᠤ᠋ ᠴᠢᢉᠯᠡᠯ ᠢ᠋ᠶᠡᠷ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭᠠ ᠶ᠋ᠢ ᠪᠡᢈᠢᠵᠢᢉᠦᠯᢈᠦ ᠳ᠋ᠦ ᠦᠨᠡᠲᠡᠢ ᠬᠤᠪᠢ ᠨᠡᠮᠡᠷᠢ ᠣᠷᠤᠭᠤᠯᠬᠤ ᠪᠣᠯᠤᠨᠠ᠃ ᠡᠷᠳᠡᠮᠲᠡᠨ ᠰᠤᠳᠤᠯᠤᠭᠠᠴᠢ᠂ ᠡᠷᢈᠢᠮ ᠤᠩᠰᠢᠭᠴᠢ ᠲᠠ ᠪᠦᢈᠦᠨ ᠢ᠋ ᠮᠣᠷᠢᠯᠠᠨ ᠰᠠᠭᠠᠲᠠᠬᠤ ᠶ᠋ᠢ ᠤᠷᠢᠵᠤ ᠪᠠᠶᠢᠨᠠ᠃





