
ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠪᠠᠷᠢᠮᠲᠠᠲᠤ ᠥᠪ ᠦ᠋ᠨ ᠮᠡᠳᠡᢉᠡᠯᠡᠯ᠂ᠰᠤᠳᠤᠯᠭᠠᠨ ᠤ᠋ ᢈᠡᠯᠲᠡᠰ ᠨᠢ ᠶᠠᠫᠣᠨ᠋᠂ ᠠᠮᠧᠷᠢᠻᠠ᠂ ᠠᠦ᠋ᠰᠲ᠋ᠷᠢ ᠤᠯᠤᠰ ᠤ᠋ᠨ ᠮᠡᠷᢉᠡᠵᠢᠯ ᠦ᠋ᠨ ᠰᠡᠷᢉᠦᢉᠡᠨ ᠵᠠᠰᠠᠪᠤᠷᠢᠯᠠᠭᠴᠢᠳ ᠪᠣᠯᠤᠨ ᠰᠣᠶᠤᠯ ᠤ᠋ᠨ ᠥᠪ ᠦ᠋ᠨ ᠬᠠᠳᠠᠭᠠᠯᠠᠯᠲᠠ᠂ᠬᠠᠮᠠᠭᠠᠯᠠᠯᠲᠠ ᠶ᠋ᠢᠨ ᠴᠢᢉᠯᠡᠯ ᠢ᠋ᠶᠡᠷ ᠠᠵᠢᠯᠯᠠᠳᠠᠭ ᢈᠢᠮᠢᠴᠢ ᠮᠡᠷᢉᠡᠵᠢᠯᠲᠡᠨ ᠨᠦ᠋ᢉᠦᠳ ᠲᠡᠢ ᠬᠠᠮᠲᠤᠷᠠᠨ ᠴᠠᠭᠠᠰᠤᠨ ᠪᠠᠷᠢᠮᠲᠠᠲᠤ ᠥᠪ ᠦ᠋ᠨ ᠰᠡᠷᢉᠦᢉᠡᠨ ᠵᠠᠰᠠᠪᠤᠷᠢᠯᠠᠯᠲᠠ᠂ ᠰᠤᠳᠤᠯᠭᠠ᠂ ᠰᠢᠨᠵᠢᠯᠡᢉᠡᠨ ᠦ᠋ ᠠᠵᠢᠯ ᠢ᠋ ᢈᠡᠷᠡᢉᠵᠢᢉᠦᠯᠵᠦ ᠪᠠᠶᠢᠨᠠ᠃ ᠶᠠᠫᠣᠨ᠋ ᠤᠯᠤᠰ ᠤ᠋ᠨ ᠻᠢᠣᠲ᠋ᠣ᠋ ᠶ᠋ᠢᠨ ᠤᠷᠠᠯᠢᠭ᠂ ᠳ᠋ᠢᠽᠠᠶᠢᠨ᠋ ᠤ᠋ ᠶᠡᢈᠡ ᠰᠤᠷᠭᠠᠭᠤᠯᠢ ᠶ᠋ᠢᠨ ᠫᠷᠣᠹᠧᠰᠰᠣᠷ᠂ᠰᠣᠶᠤᠯ ᠤ᠋ᠨ ᠥᠪ ᠦ᠋ᠨ ᠰᠡᠷᢉᠦᢉᠡᠨ ᠵᠠᠰᠠᠪᠤᠷᠢᠯᠠᠭᠴᠢ᠂ ᠳ᠋ᠣᠻᠲ᠋ᠣᠷ ᠣᠪᠠᠶᠢᠰᠢ ᠻᠧᠨ᠋ᠲ᠋ᠠᠷᠣ᠋᠂ᠳ᠋ᠣᠻᠲ᠋ᠣᠷ ᠳ᠂ᠣᠳᠬᠠᠨ ᠨᠠᠷ ᠰᠡᢉᠦᠯ ᠦ᠋ᠨ ᠭᠤᠷᠪᠠᠨ ᠵᠢᠯ ᠦ᠋ᠨ ᠬᠤᠭᠤᠴᠠᠭᠠᠨ ᠳ᠋ᠤ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠰᠡᠷᢉᠦᢉᠡᠨ ᠵᠠᠰᠠᠪᠤᠷᠢᠯᠠᠭᠴᠢᠳ ᠲᠠᠢ ᠬᠠᠮᠲᠤᠷᠠᠨ ᠴᠠᠭᠠᠰᠤᠨ ᠪᠠᠷᠢᠮᠲᠠᠲᠤ ᠥᠪ ᠦ᠋ᠨ ᠮᠠᠲ᠋ᠧᠷᠢᠠᠯ ᠤ᠋ᠨ ᠲᠥᠷᠦᠯ ᠢ᠋ ᠲᠣᠭᠲᠠᠭᠠᠬᠤ᠂ᢉᠡᠮᠲᠦᠯ ᠦ᠋ᠨ ᠪᠠᠶᠢᠳᠠᠯ ᠢ᠋ ᠲᠣᠳᠤᠷᠬᠠᠶᠢᠯᠠᠬᠤ᠂ ᠰᠡᠷᢉᠦᢉᠡᠨ ᠵᠠᠰᠠᠪᠤᠷᠢᠯᠠᠬᠤ ᠴᠢᢉᠯᠡᠯ ᠢ᠋ᠶᠡᠷ ᠠᠵᠢᠯᠯᠠᠵᠤ ᠪᠠᠶᠢᠨᠠ᠃ ᠰᠣᠶᠤᠯ ᠤ᠋ᠨ ᠥᠪ ᠢ᠋ ᠬᠠᠮᠠᠭᠠᠯᠠᠬᠤ᠂ ᠰᠡᠷᢉᠦᢉᠡᠨ ᠵᠠᠰᠠᠪᠤᠷᠢᠯᠠᠬᠤ ᠦᠶᠢᠯᠡ ᠠᠵᠢᠯᠯᠠᠭᠠᠨ ᠳ᠋ᠤ ᠰᠢᠨᠵᠢᠯᠡᢈᠦ ᠤᠬᠠᠭᠠᠨ ᠤ᠋ ᠣᠯᠤᠯᠲᠠ᠂ ᠳᠡᠪᠰᠢᠯᠲᠡᠲᠦ ᠠᠷᠭᠠ ᠲᠧᢈᠨᠣᠯᠣᢉᠢ ᠶ᠋ᠢ ᠦᠶᠡ ᠱᠠᠲᠤᠲᠠᠢ ᠪᠠᠷ ᠨᠡᠪᠲᠡᠷᠡᢉᠦᠯᠵᠦ᠂ ᠠᠷᠭᠠ ᠠᠷᠭᠠᠴᠢᠯᠠᠯ ᠢ᠋ᠶᠠᠨ ᠲᠣᠭᠲᠠᠮᠠᠯ ᠰᠠᠶᠢᠵᠢᠷᠠᠭᠤᠯᠤᠨ ᠠᠵᠢᠯᠯᠠᠬᠤ ᠨᠢ ᠴᠢᠬᠤᠯᠠ ᠶᠤᠮ᠃



