← ᠪᠤᠴᠠᠬᠤ
ᠮᠣᠳᠤᠨ ᠪᠠᠷ ᠤ᠋ᠨ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠪᠣᠯᠵᠤ ᠪᠠᠶᠢᠨ᠎ᠠ
᠒᠐᠒᠖-᠑᠐-᠐᠖

︽ᠮᠣᠳᠤᠨ ᠪᠠᠷ ᠤ᠋ᠨ ᠪᠠᠷᠢᠮᠲᠠᠲᠤ ᠥᠪ: ᠪᠦᠷᠢᠳᢈᠡᠯ᠂ ᠬᠠᠳᠠᠭᠠᠯᠠᠯᠲᠠ ᠬᠠᠮᠠᠭᠠᠯᠠᠯᠲᠠ ᠪᠠ ᢈᠦᠷᠲᠡᢉᠡᠮᠵᠢ︽ ᠰᠡᠳᠦᠪᠲᠦ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠒᠐᠒᠖ ᠣᠨ ᠤ᠋ ᠑᠐ ᠳ᠋ᠤᠭᠠᠷ ᠰᠠᠷ᠎ᠠ ᠶ᠋ᠢᠨ ᠐᠖᠆ᠠ᠋ᠴᠠ ᠐᠗᠆ᠤ᠋ ᠡᠳᠦᠷ ᠦ᠋ᠳ ᠲᠦ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠰᠢᠨ᠎ᠡ ᠪᠠᠶᠢᠷᠢ᠆ᠰᠠᠯᠪᠤᠷᠢ ᠨᠣᠮ ᠤ᠋ᠨ ᠰᠠᠩ ᠳ᠋ᠤ ᠪᠣᠯᠵᠤ ᠪᠠᠶᠢᠨ᠎ᠠ᠃ ᠬᠤᠷᠠᠯ ᠢ᠋ ᠨᠡᢉᠡᢉᠡᠨ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠵᠠᢈᠢᠷᠤᠯ ᠪ‍᠂ᠶᠢᠳᠴᠢᠨᠬᠣᠷᠯᠣ ᠦᢉᠡ ᢈᠡᠯᠡᠵᠦ᠂ᠰᠣᠶᠤᠯ᠂ ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤ᠋ᠨ ᠰᠠᠶᠢᠳ ᠤ᠋ᠨ ᠠᠬᠠᠯᠠᠬᠤ ᠵᠥᠪᠯᠡᢈᠦ ᠰᠠ‍᠂ᠰᠠᠶᠢᠨᠪᠠᠶᠠᠷ ᠰᠠᠶᠢᠳ ᠤ᠋ᠨ ᠮᠡᠨᠳᠦᠴᠢᠯᠡᢉᠡ ᠶ᠋ᠢ ᠬᠤᠷᠠᠯ ᠳ᠋ᠤ ᠣᠷᠤᠯᠴᠠᠭᠴᠢᠳ ᠲᠤ ᠤᠩᠰᠢᠵᠤ ᠰᠣᠨᠤᠷᠳᠠᠭᠤᠯᠪᠠ᠃ ᠮᠥᠨ ᠬᠤᠷᠠᠯ ᠤ᠋ᠨ ᠬᠠᠮᠲᠤᠷᠠᠨ ᠵᠣᢈᠢᠶᠠᠨ ᠪᠠᠶᠢᠭᠤᠯᠤᠭᠴᠢ ᠰᠣᠯᠣᠩᠭᠣᠰ ᠰᠤᠳᠤᠯᠤᠯ ᠤ᠋ᠨ ᢈᠦᠷᠢᠶᠡᠯᠡᠩ (KSI)-ᠡᠶᠢᠨ ᠳᠡᠳ᠋ ᠶᠡᠷᠦᠩᢈᠡᠶᠢᠯᠡᢉᠴᠢ ᠬᠤᠨ ᠢ᠋ ᠰᠣᠭᠫᠶᠦ᠋ (Hong Seogpyo) ᠦᢉᠡ ᢈᠡᠯᠡᠵᠦ᠂ᠪᠦ‍᠂ᠨᠠ‍᠂ᠾᠠ‍᠂ᠣ‍᠆ᠤ᠋ᠨ ᠶᠠᠩᠵᠣ᠋ ᠬᠣᠲᠠ ᠶ᠋ᠢᠨ ᠶᠠᠩᠵᠣ᠋ ᠮᠦᠽᠧᠢ ᠶ᠋ᠢᠨ ᠵᠠᢈᠢᠷᠤᠯ ᠱᠤ ᠵᠢᠠᠮᠢᠨ ᠴᠠᢈᠢᠮ ᠢ᠋ᠶᠠᠷ ᠮᠡᠨᠳᠦᠴᠢᠯᠡᢉᠡ ᠳᠡᠪᠰᠢᢉᠦᠯᠦᠯ᠎ᠡ᠃ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠢ᠋ ᠮᠣᠩᠭᠣᠯ ᠤᠯᠤᠰ ᠤ᠋ᠨ ᠰᠣᠶᠤᠯ᠂ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤ᠋ᠨ ᠶᠠᠮᠤ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᠪᠦ‍᠂ᠨᠠ‍᠂ᠰᠤ‍᠆ᠤ᠋ᠨ ᠰᠣᠯᠣᠩᠭᠣᠰ ᠰᠤᠳᠤᠯᠤᠯ ᠤ᠋ᠨ ᢈᠦᠷᠢᠶᠡᠯᠡᠩ᠂ ᠮᠣᠳᠤᠨ ᠪᠠᠷ ᠤ᠋ᠨ ᢈᠡᠪᠯᠡᠯ ᠦ᠋ᠨ ᠣᠯᠠᠨ ᠤᠯᠤᠰ ᠤ᠋ᠨ ᠬᠣᠯᠪᠤᠭ᠎ᠠ ᠬᠠᠮᠲᠤᠷᠠᠨ ᠵᠣᢈᠢᠶᠠᠨ ᠪᠠᠶᠢᠭᠤᠯᠵᠤ ᠪᠠᠶᠢᠭ᠎ᠠ ᠶᠤᠮ᠃ ᠳᠡᠯᠡᢈᠡᠢ ᠳᠡᢉᠡᠷ᠎ᠡ ᠮᠣᠳᠤᠨ ᠪᠠᠷ ᠤ᠋ᠨ ᠰᠣᠶᠤᠯ ᠤᠯᠠᠮᠵᠢᠯᠠᠯ ᠲᠠᠢ ᠳᠣᠯᠤᠭᠠᠨ ᠤᠯᠤᠰ ᠪᠤᠢ ᠡᠴᠡ «ᠮᠣᠳᠤᠨ ᠪᠠᠷ ᠤ᠋ᠨ ᠪᠠᠷᠢᠮᠲᠠᠲᠤ ᠥᠪ: ᠪᠦᠷᠢᠳᢈᠡᠯ᠂ ᠬᠠᠳᠠᠭᠠᠯᠠᠯᠲᠠ ᠬᠠᠮᠠᠭᠠᠯᠠᠯᠲᠠ ᠪᠠ ᢈᠦᠷᠲᠡᢉᠡᠮᠵᠢ︽ ᠰᠡᠳᠦᠪᠲᠦ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠳ᠋ᠤ ᠮᠣᠩᠭᠣᠯ᠂ ᠰᠣᠯᠣᠩᠭᠣᠰ᠂ ᠶᠠᠫᠣᠨ᠋᠂ ᢉᠧᠷᠮᠠᠨ᠋᠂ ᠸᠢᠧᠲ᠋ᠨᠠᠮ ᢉᠡᠰᠡᠨ ᠲᠠᠪᠤᠨ ᠣᠷᠤᠨ ᠤ᠋ ᠲᠥᠯᠦᢉᠡᠯᠡᠯ᠂ ᠡᠷᠳᠡᠮᠲᠡᠨ ᠰᠤᠳᠤᠯᠤᠭᠠᠴᠢᠳ ᠢᠯᠡᠳᢈᠡᠯ ᢈᠡᠯᠡᠯᠴᠡᢉᠦᠯᠦᠨ᠎ᠡ᠃ ᠬᠤᠷᠠᠯ ᠤ᠋ᠨ ᠦᠶ᠎ᠡ ᠪᠡᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠰᠠᠩ ᢈᠥᠮᠦᠷᢉᠡ ᠳ᠋ᠦ ᠬᠠᠳᠠᠭᠠᠯᠠᠭᠳᠠᠵᠤ ᠪᠤᠢ ᠬᠣᠪᠤᠷ ᠨᠠᠨᠳᠢᠨ ᠪᠠᠷ ᢈᠡᠪ ᠦ᠋ᠳ ᠦ᠋ᠨ ᠳᠡᢉᠡᠵᠢ ᠡᠴᠡ ᠰᠣᠨᠢᠨ ᠰᠣᠳᠤᠨ ᠦᠵᠡᠰᢈᠦᠯᠡᠩ ᠳᠢᢉᠯᠡᠨ ᠬᠤᠷᠠᠯ ᠤ᠋ᠨ ᠲᠥᠯᠦᢉᠡᠯᠡᢉᠴᠢᠳ ᠪᠣᠯᠤᠨ ᠣᠯᠠᠨ ᠨᠡᠶᠢᠲᠡ ᠳ᠋ᠦ ᠲᠣᠯᠢᠯᠠᠭᠤᠯᠵᠤ ᠪᠠᠶᠢᠨ᠎ᠠ᠃ ᠡᠷᠳᠡᠮᠲᠡᠨ ᠰᠤᠳᠤᠯᠤᠭᠠᠴᠢ᠂ ᠡᠷᢈᠢᠮ ᠤᠩᠰᠢᠭᠴᠢ ᠲᠠ ᠪᠦᢈᠦᠨ ᠢ᠋ «ᠮᠣᠳᠤᠨ ᠪᠠᠷ ᠤ᠋ᠨ ᠪᠠᠷᠢᠮᠲᠠᠲᠤ ᠥᠪ: ᠪᠦᠷᠢᠳᢈᠡᠯ᠂ ᠬᠠᠳᠠᠭᠠᠯᠠᠯᠲᠠ ᠬᠠᠮᠠᠭᠠᠯᠠᠯᠲᠠ ᠪᠠ ᢈᠦᠷᠲᠡᢉᠡᠮᠵᠢ︽ ᠰᠡᠳᠦᠪᠲᠦ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠳ᠋ᠤ ᠮᠣᠷᠢᠯᠠᠨ ᠰᠠᠭᠠᠲᠠᠬᠤ ᠶ᠋ᠢ ᠤᠷᠢᠶ᠎ᠠ