← ᠪᠤᠴᠠᠬᠤ
ᠮᠣᠳᠤᠨ ᠪᠠᠷ ᠤ᠋ᠨ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠢ᠋ ᠠᠮᠵᠢᠯᠲᠠᠲᠠᠢ ᠵᠣᢈᠢᠶᠠᠨ ᠪᠠᠶᠢᠭᠤᠯᠤᠯ᠎ᠠ
᠒᠐᠒᠖-᠑᠐-᠐᠘

︽ᠮᠣᠳᠤᠨ ᠪᠠᠷ ᠤ᠋ᠨ ᠪᠠᠷᠢᠮᠲᠠᠲᠤ ᠥᠪ: ᠪᠦᠷᠢᠳᢈᠡᠯ᠂ ᠬᠠᠳᠠᠭᠠᠯᠠᠯᠲᠠ ᠬᠠᠮᠠᠭᠠᠯᠠᠯᠲᠠ ᠪᠠ ᢈᠦᠷᠲᠡᢉᠡᠮᠵᠢ︽ ᠰᠡᠳᠦᠪᠲᠦ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠒᠐᠒᠖ ᠣᠨ ᠤ᠋ ᠑᠐ ᠳ᠋ᠤᠭᠠᠷ ᠰᠠᠷ᠎ᠠ ᠶ᠋ᠢᠨ ᠐᠖᠆ᠠ᠋ᠴᠠ ᠐᠗᠆ᠤ᠋ ᠡᠳᠦᠷ ᠦ᠋ᠳ ᠲᠦ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠰᠢᠨ᠎ᠡ ᠪᠠᠶᠢᠷᠢ᠆ᠰᠠᠯᠪᠤᠷᠢ ᠨᠣᠮ ᠤ᠋ᠨ ᠰᠠᠩ ᠳ᠋ᠤ ᠪᠣᠯᠵᠤ ᠥᠨᠳᠦᠷᠯᠡᠯ᠎ᠡ᠃ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠢ᠋ ᠮᠣᠩᠭᠣᠯ ᠤᠯᠤᠰ ᠤ᠋ᠨ ᠰᠣᠶᠤᠯ᠂ᠰᠫᠣᠷᠲ᠂ ᠠᠶᠠᠯᠠᠯ ᠵᠢᠭᠤᠯᠴᠢᠯᠠᠯ᠂ ᠵᠠᠯᠠᠭᠤᠴᠤᠳ ᠤ᠋ᠨ ᠶᠠᠮᠤ᠂ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ᠂ ᠪᠦ‍᠂ᠨᠠ‍᠂ᠰᠤ‍᠆ᠤ᠋ᠨ ᠰᠣᠯᠣᠩᠭᠣᠰ ᠰᠤᠳᠤᠯᠤᠯ ᠤ᠋ᠨ ᢈᠦᠷᠢᠶᠡᠯᠡᠩ᠂ ᠮᠣᠳᠤᠨ ᠪᠠᠷ ᠤ᠋ᠨ ᢈᠡᠪᠯᠡᠯ ᠦ᠋ᠨ ᠣᠯᠠᠨ ᠤᠯᠤᠰ ᠤ᠋ᠨ ᠬᠣᠯᠪᠤᠭ᠎ᠠ ᠬᠠᠮᠲᠤᠷᠠᠨ ᠵᠣᢈᠢᠶᠠᠨ ᠪᠠᠶᠢᠭᠤᠯᠤᠭᠰᠠᠨ ᠶᠤᠮ᠃ ︽ᠮᠣᠳᠤᠨ ᠪᠠᠷ ᠤ᠋ᠨ ᠪᠠᠷᠢᠮᠲᠠᠲᠤ ᠥᠪ: ᠪᠦᠷᠢᠳᢈᠡᠯ᠂ ᠬᠠᠳᠠᠭᠠᠯᠠᠯᠲᠠ ᠬᠠᠮᠠᠭᠠᠯᠠᠯᠲᠠ ᠪᠠ ᢈᠦᠷᠲᠡᢉᠡᠮᠵᠢ︽ ᠰᠡᠳᠦᠪᠲᠦ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠳ᠋ᠤ ᠮᠣᠩᠭᠣᠯ᠂ᠰᠣᠯᠣᠩᠭᠣᠰ᠂ ᠶᠠᠫᠣᠨ᠋᠂ ᢉᠧᠷᠮᠠᠨ᠋᠂ ᠸᠢᠧᠲ᠋ᠨᠠᠮ ᢉᠡᠰᠡᠨ ᠲᠠᠪᠤᠨ ᠣᠷᠤᠨ ᠤ᠋ ᠲᠥᠯᠦᢉᠡᠯᠡᠯ ᠪᠣᠯᠤᠭᠰᠠᠨ ᠒᠔ ᠡᠷᠳᠡᠮᠲᠡᠨ ᠰᠤᠳᠤᠯᠤᠭᠠᠴᠢ ᠒᠑ ᠢᠯᠡᠳᢈᠡᠯ ᢈᠡᠯᠡᠯᠴᠡᢉᠦᠯᠪᠡ᠃ ᠬᠤᠷᠠᠯ ᠤ᠋ᠨ ᠦᠶ᠎ᠡ ᠪᠡᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠰᠠᠩ ᢈᠥᠮᠦᠷᢉᠡ ᠳ᠋ᠦ ᠬᠠᠳᠠᠭᠠᠯᠠᠭᠳᠠᠵᠤ ᠪᠤᠢ ᠬᠣᠪᠤᠷ ᠨᠠᠨᠳᠢᠨ ᠪᠠᠷ ᢈᠡᠪ ᠦ᠋ᠳ ᠦ᠋ᠨ ᠳᠡᢉᠡᠵᠢ ᠡᠴᠡ ᠦᠵᠡᠰᢈᠦᠯᠡᠩ ᠳᠢᢉᠯᠡᠨ ᠬᠤᠷᠠᠯ ᠤ᠋ᠨ ᠲᠥᠯᠦᢉᠡᠯᠡᢉᠴᠢᠳ ᠪᠣᠯᠤᠨ ᠣᠯᠠᠨ ᠨᠡᠶᠢᠲᠡ ᠳ᠋ᠦ ᠲᠣᠯᠢᠯᠠᠭᠤᠯᠬᠤ ᠶ᠋ᠢᠨ ᠵᠡᠷᢉᠡᠴᠡᢉᠡ ᠮᠣᠩᠭᠣᠯᠴᠤᠳ ᠤ᠋ᠨ ᠪᠠᠷ ᢈᠡᠪᠯᠡᠯ ᠦ᠋ᠨ ᠥᠪ᠂ᠲᠡᢉᠦᠨ ᠦ᠋ ᠲᠥᠷᠦᠯ ᠵᠦᠶᠢᠯ ᠦ᠋ᠳ ᠢ᠋ ᠲᠠᠨᠢᠭᠤᠯᠤᠨ ᠰᠤᠷᠲᠠᠯᠴᠢᠯᠠᠬᠤ᠂ ᠰᠤᠳᠤᠯᠭᠠᠨ ᠤ᠋ ᠡᠷᢉᠢᠯᠲᠡ ᠳ᠋ᠦ ᠣᠷᠤᠭᠤᠯᠬᠤ ᠶ᠋ᠢᠨ ᠡᢉᠦᠳᠡᠨ ᠡᠴᠡ “ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠳ᠋ᠠᢈᠢ ᠮᠣᠳᠤᠨ ᠪᠠᠷ” ᠻᠠᠲ᠋ᠠᠯᠣᢉᠢ ᠨᠣᠮ ᠢ᠋ ᠡᠷᢈᠢᠯᠡᠨ ᢈᠡᠪᠯᠡᢉᠦᠯᠦᢉᠰᠡᠨ ᠪᠢᠯᠡ᠃ ᠲᠤᠰ ᠡᠷᠳᠡᠮ ᠰᠢᠨᠵᠢᠯᠡᢉᠡᠨ ᠦ᠋ ᠬᠤᠷᠠᠯ ᠨᠢ ᠣᠯᠠᠨ ᠤᠯᠤᠰ ᠠ᠋ᠴᠠ ᠡᠷᠳᠡᠮᠲᠡᠨ ᠰᠤᠳᠤᠯᠤᠭᠠᠴᠢᠳ᠂ᠻᠦᠷᠠᠲ᠋ᠣᠷ᠂ ᠨᠣᠮ ᠤ᠋ᠨ ᠰᠠᠩ ᠪᠣᠯᠤᠨ ᠰᠣᠶᠤᠯ ᠤ᠋ᠨ ᠥᠪ ᠦ᠋ᠨ ᠮᠡᠷᢉᠡᠵᠢᠯᠲᠡᠨ ᠨᠦ᠋ᢉᠦᠳ ᠨᠢᢉᠡᠨ ᠳᠣᠣᠷ᠎ᠠ ᠴᠢᠭᠤᠯᠵᠤ᠂ᠮᠣᠳᠤᠨ ᠪᠠᠷ ᢈᠡᠪ ᠦ᠋ᠨ ᠪᠠᠷᠢᠮᠲᠠᠲᠤ ᠥᠪ ᠢ᠋ ᠬᠠᠳᠠᠭᠠᠯᠠᠵᠤ ᠬᠠᠮᠠᠭᠠᠯᠠᠬᠤ ᠰᠢᠯᠢᠳᠡᢉ ᠰᠠᠶᠢᠨ ᠲᠤᠷᠰᠢᠯᠭ᠎ᠠ᠂ᠰᠢᠨ᠎ᠡ ᠲᠤᠲᠤᠮ ᠭᠠᠷᠴᠤ ᠢᠷᠡᠵᠦ ᠪᠤᠢ ᠣᠷᠴᠢᠨ ᠦᠶ᠎ᠡ ᠶ᠋ᠢᠨ ᠲᠧᢈᠨᠣᠯᠣᢉᠢ᠂ ᠠᠷᠭ᠎ᠠ ᠵᠦᠢ ᠪᠣᠯᠤᠨ ᠬᠠᠮᠲᠤ ᠶ᠋ᠢᠨ ᠠᠵᠢᠯᠯᠠᠭᠠᠨ ᠤ᠋ ᠨᠢᢉᠡᠳᠦᢉᠰᠡᠨ ᠰᠲ᠋ᠷᠠᠲ᠋ᠧᢉᠢ ᠶ᠋ᠢᠨ ᠲᠠᠯᠠᠭᠠᠷᢈᠢ ᠰᠠᠯᠪᠤᠷᠢ ᠬᠣᠭᠤᠷᠤᠨᠳᠤ ᠶ᠋ᠢᠨ ᢈᠡᠯᠡᠯᠴᠡᢉᠦᠯᢉᠡ ᢈᠢᢈᠦ ᠪᠣᠯᠤᠮᠵᠢ ᠶ᠋ᠢ ᠣᠯᠭᠤᠵᠤ ᠪᠠᠶᠢᠨ᠎ᠠ᠃ ᠲᠡᢉᠦᠨᠴᠢᠯᠡᠨ ᠭᠠᠷ ᠪᠢᠴᠢᠮᠡᠯ ᠪᠣᠯᠤᠨ ᠮᠣᠳᠤᠨ ᠪᠠᠷ ᠤ᠋ᠨ ᢈᠡᠪᠯᠡᠮᠡᠯ ᠨᠣᠮ ᠰᠤᠳᠤᠷ ᠤ᠋ᠨ ᠥᠪ ᠦ᠋ᠨ ᠰᠤᠳᠤᠯᠭᠠᠨ ᠤ᠋ ᠴᠢᢉᠯᠡᠯ ᠢ᠋ᠶᠡᠷ ᠣᠯᠠᠨ ᠤᠯᠤᠰ ᠤ᠋ᠨ ᠬᠠᠮᠲᠤ ᠶ᠋ᠢᠨ ᠠᠵᠢᠯᠯᠠᠭ᠎ᠠ ᠶ᠋ᠢ ᠪᠡᢈᠢᠵᠢᢉᠦᠯᢈᠦ ᠳ᠋ᠦ ᠴᠢᠬᠤᠯᠠ ᠬᠤᠪᠢ ᠨᠡᠮᠡᠷᠢ ᠪᠣᠯᠤᠯ᠎ᠠ᠃ ᠥᠨᠦᠳᠦᠷ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠶᠡᠷᠦᠩᢈᠡᠢ ᠨᠣᠮ ᠤ᠋ᠨ ᠰᠠᠩᠴᠢ ᠲ‍᠂ᠪᠠᠶᠠᠷᠯᠠᠬᠤ ᠳ᠋ᠦᠩᠨᠡᠯᠲᠡ ᠶ᠋ᠢ ᠤᠩᠰᠢᠵᠤ ᠰᠣᠨᠤᠷᠳᠠᠭᠤᠯᠤᠨ ᠢᠯᠡᠳᢈᠡᢉᠴᠢ᠂ ᠣᠷᠤᠯᠴᠠᠭᠴᠢᠳ ᠲᠤ ᠭᠠᠷ ᠤ᠋ᠨ ᠪᠡᠯᠡᢉ ᠭᠠᠷᠳᠠᠭᠤᠯᠤᠭᠰᠠᠨ ᠢ᠋ᠶᠠᠷ ᠣ‍᠂ᠤ‍᠂ᠡ‍᠂ᠰᠢ‍᠂ᠬᠣ‍ ᠥᠨᠳᠦᠷᠯᠡᠵᠦ᠂ ᠠᠮᠵᠢᠯᠲᠠᠲᠠᠢ ᠵᠣᢈᠢᠶᠠᠨ ᠪᠠᠶᠢᠭᠤᠯᠤᠭᠳᠠᠯ᠎ᠠ᠃