
︽ᠮᠣᠳᠤᠨ ᠪᠠᠷ ᠤ᠋ᠨ ᠪᠠᠷᠢᠮᠲᠠᠲᠤ ᠥᠪ: ᠪᠦᠷᠢᠳᢈᠡᠯ᠂ ᠬᠠᠳᠠᠭᠠᠯᠠᠯᠲᠠ ᠬᠠᠮᠠᠭᠠᠯᠠᠯᠲᠠ ᠪᠠ ᢈᠦᠷᠲᠡᢉᠡᠮᠵᠢ︽ ᠰᠡᠳᠦᠪᠲᠦ ᠣᠯᠠᠨ ᠤᠯᠤᠰ ᠤ᠋ᠨ ᠡᠷᠳᠡᠮ ᠰᠢᠨᠵᠢᠯᠡᢉᠡᠨ ᠦ᠋ ᠬᠤᠷᠠᠯ ᠳ᠋ᠤ ᠵᠣᠷᠢᠭᠤᠯᠤᠨ ᠪᠦᠲᠦᢉᠡᢉᠰᠡᠨ «ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠳ᠋ᠠᢈᠢ ᠮᠣᠳᠤᠨ ᠪᠠᠷᠰ ᠨᠣᠮ ᠤ᠋ᠨ ᠨᠡᢉᠡᢉᠡᠯᠲᠡ ᠥᠨᠦᠳᠦᠷ ᠦ᠋ᠨ ᠬᠤᠷᠠᠯ ᠤ᠋ᠨ ᠦᠶᠡ ᠪᠡᠷ ᠪᠣᠯᠤᠯᠠ᠃ ᠮᠠᠭᠤᠨᠰᠦ᠆ᠦ᠋ᠨ ᠰᠠᠩ ᢈᠥᠮᠦᠷᢉᠡ ᠳ᠋ᠦ ᠬᠠᠳᠠᠭᠠᠯᠠᠭᠳᠠᠵᠤ ᠪᠤᠢ ᠮᠣᠳᠤᠨ ᢈᠡᠪ ᠦ᠋ᠳ ᠢ᠋ ᠪᠦᠷᠢᠨ ᠪᠦᠷᠢᠳᢈᠡᢈᠦ ᠶᠠᠪᠤᠴᠠ ᠳ᠋ᠤ ᠪᠠᠨ ᠮᠣᠩᠭᠣᠯᠴᠤᠳ ᠤ᠋ᠨ ᠪᠠᠷ ᢈᠡᠪᠯᠡᠯ ᠦ᠋ᠨ ᠥᠪ᠂ᠲᠡᢉᠦᠨ ᠦ᠋ ᠲᠥᠷᠦᠯ ᠵᠦᠶᠢᠯ ᠦ᠋ᠳ ᠢ᠋ ᠲᠠᠨᠢᠭᠤᠯᠤᠨ ᠰᠤᠷᠲᠠᠯᠴᠢᠯᠠᠬᠤ᠂ ᠰᠤᠳᠤᠯᠭᠠᠨ ᠤ᠋ ᠡᠷᢉᠢᠯᠲᠡ ᠳ᠋ᠦ ᠣᠷᠤᠭᠤᠯᠬᠤ ᠶ᠋ᠢᠨ ᠡᢉᠦᠳᠡᠨ ᠡᠴᠡ ᠲᠤᠰ ᠨᠣᠮ ᠤ᠋ᠨ ᠰᠠᠩ ᠤ᠋ᠨ ᠡᠷᠳᠡᠮᠲᠡᠨ ᠰᠤᠳᠤᠯᠤᠭᠠᠴᠢ᠆ᠨᠣᠮ ᠤ᠋ᠨ ᠰᠠᠩᠴᠢᠳ ᠑᠐᠘ ᠰᠢᠷᢈᠡᢉ ᢈᠡᠪ ᠢ᠋ ᠳᠡᢉᠡᠵᠢᠯᠡᠨ ᠠᠪᠤᠭᠰᠠᠨ ᠢ᠋ ᠪᠠᠨ ᠲᠠᠶᠢᠯᠪᠤᠷᠢ ᠰᠡᠯᠲᠡ ᠦᠶᠢᠯᠡᠳᠦᢉᠡᠳ᠂ᠨᠣᠮ ᠤ᠋ᠨ ᠪᠠᠷ᠂ ᠲᠠᠷᠨᠢ ᠶ᠋ᠢᠨ ᠪᠠᠷ᠂ ᠵᠢᠷᠤᠭᠲᠤ ᠪᠠᠷ᠂ ᠵᠠᠩ ᠦᠶᠢᠯᠡ ᠶ᠋ᠢᠨ ᠪᠠᠷ ᠢ᠋ᠶᠠᠷ ᠨᠢ ᠲᠥᠷᠦᠯᠵᠢᢉᠦᠯᠦᠨ ᠪᠦᠯᠦᢉᠯᠡᠵᠦ᠂ ᠵᠢᠷᠤᠭᠲᠤ ᠴᠣᠮᠤᠭ ᠪᠣᠯᠭᠠᠨ ᠪᠦᠲᠦᢉᠡᠵᠡᠢ᠃ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠳ᠋ᠠᢈᠢ ᠮᠣᠳᠤᠨ ᠪᠠᠷ ᠤ᠋ᠨ ᠥᠪ ᠦ᠋ᠳ ᠢ᠋ ᠠᠩᠬᠠ ᠤᠳᠠᠭᠠ ᠳᠡᢉᠡᠵᠢᠯᠡᠨ ᠲᠣᠯᠢᠯᠠᠭᠤᠯᠵᠤ ᠪᠤᠢ ᠡᠨᠡ ᢈᠦ ᠨᠣᠮ ᠲᠡᠦᢈᠡ᠂ᠰᠣᠶᠤᠯ᠂ ᠤᠷᠠᠯᠠᠬᠤᠢ ᠤᠬᠠᠭᠠᠨ ᠤ᠋ ᠡᠳᠡᢉᠡᠷ ᠦᠨᠡᠲᠦ ᠥᠪ ᠦ᠋ᠳ ᠢ᠋ ᠣᠯᠠᠨ ᠨᠡᠶᠢᠲᠡ ᠳ᠋ᠦ ᠲᠠᠨᠢᠨ ᠮᠡᠳᠡᢉᠦᠯᢈᠦ᠂ ᠴᠠᠭᠠᠰᠢᠳᠠ ᠰᠤᠳᠤᠯᠭᠠ ᠰᠢᠨᠵᠢᠯᠡᢉᠡᠨ ᠦ᠋ ᠡᠷᢉᠢᠯᠲᠡ ᠳ᠋ᠦ ᠣᠷᠤᠭᠤᠯᠬᠤ ᠳ᠋ᠤ ᠴᠢᠬᠤᠯᠠ ᠬᠤᠪᠢ ᠨᠡᠮᠡᠷᠢ ᠪᠣᠯᠤᠨᠠ ᢉᠡᠵᠦ ᠨᠣᠮ ᠤ᠋ᠨ ᠰᠠᠩ ᠤ᠋ᠨ ᠵᠠᢈᠢᠷᠤᠯ ᠪ᠂ᠶᠢᠳᠴᠢᠨᠬᠣᠷᠯᠣ ᠲᠣᠳᠤᠳᠬᠠᠭᠰᠠᠨ ᠶᠤᠮ᠃ ᠮᠣᠩᠭᠣᠯ ᠤᠯᠤᠰ ᠤ᠋ᠨ ᠦᠨᠳᠦᠰᠦᠨ ᠦ᠋ ᠨᠣᠮ ᠤ᠋ᠨ ᠰᠠᠩ ᠤ᠋ᠨ ᠵᠠᢈᠢᠷᠤᠯ ᠪ᠂ᠶᠢᠳᠴᠢᠨᠬᠣᠷᠯᠣ ᠰᠢᠨᠡ ᠪᠦᠲᠦᢉᠡᠯ ᠦ᠋ᠨ ᠳᠡᢉᠡᠵᠢ ᠡᠴᠡ ᠨᠣᠮ ᠪᠦᠲᠦᢉᠡᢈᠦ ᠳ᠋ᠦ ᠣᠷᠤᠯᠴᠠᠭᠰᠠᠨ ᠪᠠᠭ ᠤ᠋ᠨ ᢉᠡᠰᠢᢉᠦᠳ ᠪᠣᠯᠤᠨ ᠣ᠂ᠤ᠂ᠡ᠂ᠰᠢ᠂ᠬᠣ᠆ᠶ᠋ᠢ ᠬᠠᠮᠲᠤᠷᠠᠨ ᠵᠣᢈᠢᠶᠠᠨ ᠪᠠᠶᠢᠭᠤᠯᠤᠭᠴᠢ᠂ᠣᠷᠤᠯᠴᠠᠭᠴᠢ ᠭᠠᠳᠠᠭᠠᠳᠤ ᠶ᠋ᠢᠨ ᠪᠠᠶᠢᠭᠤᠯᠤᠯᠭᠠ ᠨᠤᠭᠤᠳ ᠪᠣᠯᠬᠤ ᠰᠣᠯᠣᠩᠭᠣᠰ ᠰᠤᠳᠤᠯᠤᠯ ᠤ᠋ᠨ ᢈᠦᠷᠢᠶᠡᠯᠡᠩ᠂ᠸᠢᠧᠲ᠋ᠨᠠᠮ ᠤ᠋ᠨ ᠦᠨᠳᠦᠰᠦᠨ ᠦ᠋ ᠶᠡᢈᠡ ᠰᠤᠷᠭᠠᠭᠤᠯᠢ᠂ ᢉᠧᠷᠮᠠᠨ᠋ ᠤ᠋ ᠷᠦᠷ ᠤ᠋ᠨ ᠶᠡᢈᠡ ᠰᠤᠷᠭᠠᠭᠤᠯᠢ᠂ᠶᠠᠫᠣᠨ᠋ ᠤ᠋ ᠻᠢᠣᠲ᠋ᠣ᠋ ᠶ᠋ᠢᠨ ᠶᠡᢈᠡ ᠰᠤᠷᠭᠠᠭᠤᠯᠢ᠂ ᠬᠤᠷᠠᠯ ᠳ᠋ᠤ ᢈᠦᠷᠦᠯᠴᠡᠨ ᠢᠷᠡᢉᠰᠡᠨ ᠳᠣᠲᠤᠭᠠᠳᠤ ᠶ᠋ᠢᠨ ᠵᠣᠴᠢᠨ ᠪᠠᠶᠢᠭᠤᠯᠤᠯᠭᠠ ᠰᠰᠠᠵᠢᠵᠠᠶᠠ᠂ᠴᠢᠩᢉᠢᠰ ᠬᠠᠭᠠᠨ ᠦᠨᠳᠦᠰᠦᠨ ᠦ᠋ ᠮᠦᠽᠧᠢ᠂ ᠶᠦ᠂ᠨᠡ᠂ᠧ᠂ᠰᠻᠣ᠆ᠤ᠋ᠨ ᠮᠣᠩᠭᠣᠯ ᠤ᠋ᠨ ᠦᠨᠳᠦᠰᠦᠨ ᠦ᠋ ᠻᠣᠮᠢᠰᠰ᠂ᠰᠣᠶᠤᠯ ᠤ᠋ᠨ ᠥᠪ ᠦ᠋ᠨ ᠦᠨᠳᠦᠰᠦᠨ ᠦ᠋ ᠲᠥᠪ᠂ ᢈᠡᠦᢈᠡᠳ ᠦ᠋ᠨ ᠲᠥᠪ ᠨᠣᠮ ᠤ᠋ᠨ ᠰᠠᠩ᠂ ᠰᠢ᠂ᠤ᠂ᠠ᠂ᠶᠡ᠂ ᠶ᠋ᠢᠨ ᢈᠡᠯᠡ ᠵᠣᢈᠢᠶᠠᠯ ᠤ᠋ᠨ ᢈᠦᠷᠢᠶᠡᠯᠡᠩ᠂ᠠᠮᠧᠷᠢᠻᠠ ᠶ᠋ᠢᠨ ᠮᠣᠩᠭᠣᠯ ᠰᠤᠳᠤᠯᠤᠯ ᠤ᠋ᠨ ᠲᠥᠪ᠂ ᠮᠣᠩᠭᠣᠯ ᠤ᠋ᠨ ᠨᠣᠮ ᠤ᠋ᠨ ᠰᠠᠩ ᠤ᠋ᠳ ᠤ᠋ᠨ ᠻᠣᠨ᠋ᠰᠧᠷᠼᠢᠦ᠋ᠮ᠂ ᠵᠡᢉᠦᠨᢈᠦ᠋ᠷᠢᠶᠡ ᠳᠠᠰᠢᠴᠣᠶᠢᠯᠢᠩ ᢈᠡᠶᠢᠳ᠂ ᠭᠠᠩᠳᠠᠨᠲᠡᢉᠴᠡᠨᠯᠢᠩ ᢈᠡᠶᠢᠳ ᠦ᠋ᠨ ᠵᠦᠳ ᠳᠠᠴᠠᠩ᠂ ᠰᠣ᠂ᠤ᠂ᠶᠡ᠂ᠰᠤ᠆ᠶ᠋ᠢᠨ ᠳᠦᠷᠰᠦᠯᠡᢈᠦ ᠤᠷᠠᠯᠢᠭ ᠤ᠋ᠨ ᠰᠤᠷᠭᠠᠭᠤᠯᠢ ᠶ᠋ᠢᠨ ᠲᠥᠯᠦᢉᠡᠯᠡᠯ ᠳ᠋ᠦ ᠭᠠᠷᠳᠠᠭᠤᠯᠤᠨ ᠥᢉᢉᠦᠯᠡ᠃


















